ᠵᠧ……
ᠦᠷ ‍ᠣᠨ  ᠴᠤᠯᠮᠤᠨ ᠪ ᠴᠤᠭ ᠊ᠢ ᠬᠦᠬᠦᠵᠦ
ᠦᠬᠢᠨ ᠲᠡᠭᠷᠢ ᠶ᠋ᠢᠨ ᠵᠠᠷᠯᠢᠭ ᠊ᠢ ᠠᠳᠬᠤᠵᠤ
ᠤᠷᠴᠢᠯᠠᠩ ᠳᠡᠯᠡᠬᠡᠢ ᠶ᠋ᠢᠨ ᠤᠯᠠᠭᠠᠨ ᠲᠤᠭᠤᠰᠤᠨ ᠳ᠋ᠦ
ᠦᠷᠯᠦᠭ ᠪᠠᠭᠠᠲᠤᠷ ᠴᠢᠩᠭᠢᠰ ᠮᠡᠨᠳᠦᠯᠡᠯ᠎ᠡ
ᠬᠦᠬᠡ ᠮᠤᠩᠭᠤᠯ ᠨᠡᠷ᠎ᠡ
ᠮᠦᠩᠬᠡ ᠶᠢᠷᠲᠢᠨᠴᠤ ᠳ᠋ᠦ ᠴᠤᠤᠷᠢᠶᠠᠳᠤᠯ᠎ᠠ
ᠬᠦᠬᠡ ᠮᠤᠩᠭᠤᠯ ᠲᠤᠭ
ᠪᠤᠭᠤᠷᠤᠯ ᠬᠤᠷᠤ᠎ᠠ ᠳ᠋ᠦ ᠨᠠᠮᠢᠷᠠᠯ᠎ᠠ

ᠠᠭᠲᠠ ᠬᠦᠯᠦᠨ ‍ᠣᠨ  ᠠᠯᠮᠠᠰ ᠲᠤᠭᠤᠷᠠᠢ ᠪᠡᠷ
ᠠᠯᠲᠠᠨ ᠳᠡᠯᠡᠬᠡᠢ ᠵᠢ  ᠳᠤᠩᠰᠤᠯᠭᠠᠭᠰᠠᠨ
ᠠᠪᠤᠷᠭᠤ ᠶᠡᠬᠡ ᠡᠷᠴᠢ ᠵᠤᠷᠢᠭ ᠵᠢᠡᠷ
ᠠᠽᠢᠶ᠎ᠠ ᠧᠦ᠋ᠷᠦᠫᠠ ᠊ᠢ ᠵᠠᠬᠢᠷᠤᠬᠰᠠᠨ
ᠬᠦᠬᠡ ᠲᠤᠭ ᠵᠢᠡᠨ ᠡᠷᠭᠦᠨ ᠪᠤᠰᠬᠠᠭᠠᠳ
ᠤᠭᠰᠠᠭ᠎ᠠ ᠲᠦᠮᠡᠨ ᠵᠢᠡᠨ ᠨᠢᠭᠡᠳᠭᠡᠭᠰᠡᠨ
ᠬᠦᠴᠦᠨ ᠪ ᠭᠤᠯᠤᠮᠲᠠ ᠮᠤᠩᠭᠤᠯ ᠨᠡᠷ᠎ᠡ ᠵᠢ
ᠳᠡᠯᠡᠬᠡᠢ ᠳ᠋ᠤᠷ ᠠᠯᠳᠠᠷᠰᠢᠭᠤᠯᠤᠭᠰᠠᠨ
ᠠᠵᠠᠢ ᠪᠤᠭᠤᠷᠤᠯ ᠴᠢᠩᠭᠢᠰ ‍ᠣᠨ  ᠠᠯᠳᠠᠷ
ᠠᠭᠠᠷ ‍ᠣᠨ  ᠨᠠᠷᠠᠨ ᠰᠢᠬ ᠭᠢᠯᠠᠯᠵᠠᠩᠬᠠᠨ ᠪᠠᠢᠢᠨ᠎ᠠ
ᠲᠡᠭᠷᠢᠯᠢᠩ ᠬᠦᠪᠡᠭᠦᠨ ᠴᠢᠩᠭᠢᠰ ‍ᠣᠨ  ᠭᠠᠪᠢᠶ᠎ᠠ
ᠲᠡᠦᠬᠡᠨ ᠳ᠋ᠤᠷ ᠬᠠᠳᠠᠭᠰᠢᠨ ᠪᠠᠢᠢᠨ᠎ᠠ
ᠦ ᠬᠦ᠋
ᠠᠭᠲᠠ ᠬᠦᠯᠦᠨ ‍ᠣᠨ  ᠠᠯᠮᠠᠰ ᠲᠤᠭᠤᠷᠠᠢ ᠪᠡᠷ
ᠠᠯᠲᠠᠨ ᠳᠡᠯᠡᠬᠡᠢ ᠵᠢ  ᠳᠤᠩᠰᠤᠯᠭᠠᠭᠰᠠᠨ
ᠠᠪᠤᠷᠭᠤ ᠶᠡᠬᠡ ᠡᠷᠴᠢ ᠵᠤᠷᠢᠭ ᠵᠢᠡᠷ
ᠠᠽᠢᠶ᠎ᠠ ᠧᠦ᠋ᠷᠦᠫᠠ ᠊ᠢ ᠵᠠᠬᠢᠷᠤᠬᠰᠠᠨ
ᠬᠦᠬᠡ ᠲᠤᠭ ᠵᠢᠡᠨ ᠡᠷᠭᠦᠨ ᠪᠤᠰᠬᠠᠭᠠᠳ
ᠤᠭᠰᠠᠭ᠎ᠠ ᠲᠦᠮᠡᠨ ᠵᠢᠡᠨ ᠨᠢᠭᠡᠳᠭᠡᠭᠰᠡᠨ
ᠬᠦᠴᠦᠨ ᠪ ᠭᠤᠯᠤᠮᠲᠠ ᠮᠤᠩᠭᠤᠯ ᠨᠡᠷ᠎ᠡ ᠵᠢ
ᠳᠡᠯᠡᠬᠡᠢ ᠳ᠋ᠤᠷ ᠠᠯᠳᠠᠷᠰᠢᠭᠤᠯᠤᠭᠰᠠᠨ
ᠠᠵᠠᠢ ᠪᠤᠭᠤᠷᠤᠯ ᠴᠢᠩᠭᠢᠰ ‍ᠣᠨ  ᠠᠯᠳᠠᠷ
ᠠᠭᠠᠷ ‍ᠣᠨ  ᠨᠠᠷᠠᠨ ᠰᠢᠬ ᠭᠢᠯᠠᠯᠵᠠᠩᠬᠠᠨ ᠪᠠᠢᠢᠨ᠎ᠠ
ᠲᠡᠭᠷᠢᠯᠢᠩ ᠬᠦᠪᠡᠭᠦᠨ ᠴᠢᠩᠭᠢᠰ ‍ᠣᠨ  ᠭᠠᠪᠢᠶ᠎ᠠ
ᠲᠡᠦᠬᠡᠨ ᠳ᠋ᠤᠷ ᠬᠠᠳᠠᠭᠰᠢᠨ ᠪᠠᠢᠢᠨ᠎ᠠ
ᠦ ᠬᠦ᠋

ᠪᠤᠷᠬᠠᠨ ᠲᠡᠭᠷᠢ ᠶ᠋ᠢᠨ ᠤᠪᠢᠳᠠᠰ ᠡᠪᠦᠷᠯᠡᠭᠡᠳ
ᠪᠤᠮ ᠴᠡᠷᠢᠭ ᠵᠢᠡᠨ ᠵᠢᠯᠤᠭᠤᠳᠤᠬᠰᠠᠨ
ᠪᠦᠬᠦᠨ ᠊ᠢ ᠳᠠᠷᠤᠬᠰᠠᠨ ᠮᠡᠷᠭᠡᠨ ᠠᠷᠭ᠎ᠠ ᠪᠡᠷ ᠬᠦ᠋
ᠪᠦᠮᠪᠦᠷᠴᠡᠭ ‍ᠣᠨ  ᠬᠠᠭᠠᠰ ᠊ᠢ ᠲᠦᠪᠰᠢᠳᠭᠡᠭᠰᠡᠨ
ᠪᠤᠬᠲᠠ ᠴᠢᠩᠭᠢᠰ ‍ᠣᠨ  ᠪᠢᠯᠢᠭ ᠤᠬᠠᠭᠠᠨ ᠬᠦ᠋
ᠦᠷ ‍ᠣᠨ  ᠴᠤᠯᠮᠤᠨ ᠰᠢᠬ ᠭᠢᠯᠠᠯᠵᠠᠩᠬᠠᠨ ᠪᠠᠢᠢᠨ᠎ᠠ
ᠮᠤᠳᠤᠨ ᠲᠡᠷᠭᠡᠨ ᠵᠦᠢᠭᠰᠡᠨ ᠬᠦᠷᠳᠦ ᠪᠡᠷ
ᠮᠦᠰᠦᠨ ᠳᠠᠯᠠᠢ ᠶ᠋ᠢᠨ ᠴᠠᠰᠤ ᠵᠢ  ᠬᠠᠢᠢᠯᠤᠭᠤᠯᠵᠤ
ᠮᠤᠩᠭᠤᠯ ᠠᠷᠠᠳ ‍ᠣᠨ  ᠬᠡᠢᠢᠮᠤᠷᠢ ᠬᠦ᠋
ᠮᠦᠩᠬᠡ ᠲᠡᠭᠷᠢ ᠶ᠋ᠢᠨ ᠤᠳᠤᠨ ᠳ᠋ᠦ ᠰᠡᠢᠢᠯᠦᠭᠰᠡᠨ
ᠮᠠᠩᠯᠠᠢ ᠪᠠᠭᠠᠲᠤᠷ ᠴᠢᠩᠭᠢᠰ ᠬᠠᠭᠠᠨ ᠬᠦ᠋
ᠮᠠᠯᠴᠢᠨ ᠠᠷᠠᠳ ‍ᠣᠨ  ᠨᠠᠷᠠ ᠪᠢᠯᠡ ᠬᠦ᠋

ᠮᠠᠨ ᠪ ᠮᠤᠩᠭᠤᠯ ᠮᠠᠨᠳᠤᠲᠤᠭᠠᠢ

阅读剩余 0%
本站所有文章资讯、展示的图片素材等内容均为注册用户上传(部分报媒/平媒内容转载自网络合作媒体),仅供学习参考。 用户通过本站上传、发布的任何内容的知识产权归属用户或原始著作权人所有。如有侵犯您的版权,请联系我们反馈本站将在三个工作日内改正。