ᠦᠭᠡ᠄ ᠪ᠂ ᠪᠦᠷᠢᠨᠪᠡᠬᠢ
ᠠᠶ᠎ᠠ᠄ ᠵᠤᠤ ᠤᠳᠠ ᠠᠷᠠᠳ  ‍ᠣᠨ ᠳᠠᠭᠤᠤ

ᠮᠦᠬᠡᠷᠦᠦ ᠮᠦᠬᠡᠷᠦᠦ ᠱᠤᠷᠤᠩ ᠬᠠᠳᠠ ᠬᠦ᠋
ᠮᠦᠩᠭᠦᠨ ᠳ᠋ᠡᠭᠡᠨ ᠠᠳᠠᠯᠢᠬᠠᠨ ᠡᠯᠡᠰᠦ ᠮᠠᠩᠬ᠎ᠠ ᠬᠦ᠋
ᠮᠦᠮᠦ ᠶ᠋ᠢᠨ ᠮᠢᠨᠢ ᠦᠰᠭᠡᠭᠰᠡᠨ ᠨᠤᠲᠤᠭ ᠶᠤᠮ ᠠ ᠬᠦ᠋
ᠮᠦᠷᠦᠭᠡᠳᠦᠨ ᠰᠠᠨᠠᠭᠳᠠᠭᠠᠳ ᠤᠢᠢᠳᠬᠠᠷᠯᠠᠨ ᠪᠠᠢᠢᠨ᠎ᠠ ᠬᠦ᠋

ᠠᠭᠤᠯᠠ ᠤᠰᠤ ᠨᠢ ᠦᠷᠬᠦᠯᠵᠢᠯᠡᠨ ᠪᠠᠢᠢᠨ᠎ᠠ ᠬᠦ᠋
ᠠᠳᠤᠭᠤ ᠮᠠᠯ  ‍ᠣᠨ ᠮᠢᠨᠢ ᠪᠡᠯᠴᠢᠭᠡᠷ ᠡ ᠶᠤᠮ ᠡ ᠬᠦ᠋
ᠠᠪᠤ ᠶ᠋ᠢᠨ ᠮᠢᠨᠢ ᠦᠰᠭᠡᠭᠰᠡᠨ ᠨᠤᠲᠤᠭ ᠶᠤᠮ ᠠ ᠬᠦ᠋
ᠠᠰᠠᠷᠤᠤ ᠰᠠᠨᠠᠭᠳᠠᠭᠠᠳ ᠤᠢᠢᠳᠬᠠᠷᠯᠠᠨ ᠪᠠᠢᠢᠨ᠎ᠠ ᠬᠦ᠋

ᠨᠠᠮᠤᠷ  ‍ᠣᠨ ᠤᠯᠠᠷᠢᠯ ᠬᠦᠷᠴᠦ ᠢᠷᠡᠯ᠎ᠡ ᠬᠦ᠋
ᠨᠠᠪᠴᠢ ᠨᠠᠮᠠᠭ᠎ᠠ ᠨᠢ ᠰᠢᠷᠠᠯᠠᠨ ᠪᠠᠢᠢᠨ᠎ᠠ ᠬᠦ᠋
ᠨᠠᠰᠢ ᠴᠠᠰᠢ ᠶᠠᠪᠤᠬᠤ ᠭᠠᠯᠠᠭᠤᠨ ᠰᠦᠷᠦᠭ ᠡ ᠬᠦ᠋
ᠨᠢᠰᠤᠨ ᠳᠡᠭᠳᠡᠭᠡᠳ ᠵᠠᠯᠭᠠᠨ ᠰᠠᠭᠤᠨ᠎ᠠ ᠬᠦ᠋

阅读剩余 0%
本站所有文章资讯、展示的图片素材等内容均为注册用户上传(部分报媒/平媒内容转载自网络合作媒体),仅供学习参考。 用户通过本站上传、发布的任何内容的知识产权归属用户或原始著作权人所有。如有侵犯您的版权,请联系我们反馈本站将在三个工作日内改正。